开心一刻,祝你笑口常开

ᠭᠡᠭᠡᠷᠡᠯ ᠪᠣᠯ ᠬᠦᠮᠦᠨ ᠥᠪᠡᠷ ᠦᠨ ᠢᠶᠡᠨ ᠪᠤᠷᠤᠭᠤ ᠠᠴᠠ ᠪᠣᠯᠵᠤ ᠣᠷᠣᠰᠢᠨ ᠪᠤᠢ ᠨᠠᠰᠤᠨ ᠳᠤ ᠬᠦᠷᠦᠭᠡᠳᠦᠢ ᠪᠠᠶᠢᠳᠠᠯ ᠠᠴᠠ ᠪᠠᠨ ᠭᠠᠷᠴᠤ ᠪᠤᠢ ᠶᠠᠪᠤᠳᠠᠯ ᠶᠤᠮ᠃ ᠨᠠᠰᠤᠨ ᠳᠤ ᠬᠦᠷᠦᠭᠡᠳᠦᠢ ᠪᠠᠶᠢᠳᠠᠯ ᠭᠡᠳᠡᠭ ᠨᠢ ᠥᠭᠡᠷ᠎ᠡ ᠬᠡᠨ ᠨᠢᠭᠡᠨ ᠦ ᠤᠳᠤᠷᠢᠳᠤᠯᠭ᠎ᠠ ᠦᠭᠡᠢ ᠪᠡᠷ ᠥᠪᠡᠷ ᠦᠨ ᠪᠣᠳᠣᠯ ᠰᠠᠨᠠᠭ᠎ᠠ ᠶᠢ ᠠᠰᠢᠭᠯᠠᠬᠤ ᠴᠢᠳᠠᠪᠤᠷᠢ ᠦᠭᠡᠢ ᠪᠠᠶᠢᠬᠤ ᠶᠢ ᠬᠡᠯᠡᠵᠦ ᠪᠠᠶᠢᠨ᠎ᠠ᠃ ᠥᠪᠡᠷ ᠦᠨ ᠪᠤᠷᠤᠭᠤ  ᠡᠴᠡ ᠪᠡᠨ ᠨᠠᠰᠤᠨ ᠳᠤ ᠬᠦᠷᠦᠭᠡᠳᠦᠢ ᠭᠡᠳᠡᠭ ᠨᠢ ᠪᠣᠳᠣᠯ ᠰᠠᠨᠠᠭ᠎ᠠ ᠳᠤᠲᠠᠭᠰᠠᠨ ᠳᠠᠭᠠᠨ ᠪᠢᠰᠢ᠂ ᠬᠠᠷᠢᠨ ᠬᠡᠨ ᠨᠢᠭᠡᠨ ᠦ ᠤᠳᠤᠷᠢᠳᠤᠯᠭ᠎ᠠ ᠦᠭᠡᠢ ᠪᠡᠷ ᠪᠣᠳᠣᠯ ᠰᠠᠨᠠᠭ᠎ᠠ ᠪᠠᠨ ᠠᠰᠢᠭᠯᠠᠬᠤ ᠰᠢᠢᠳᠮᠡᠭᠡᠢ ᠵᠠᠩ᠂ ᠡᠷ᠎ᠡ ᠵᠣᠷᠢᠭ ᠳᠤᠲᠠᠭᠳᠠᠬᠤ ᠶᠢ ᠬᠡᠯᠡᠵᠦ ᠪᠠᠶᠢᠨ᠎ᠠ᠂ ᠥᠪᠡᠷ ᠦᠨ ᠣᠶᠤᠨ ᠤᠬᠠᠭᠠᠨ  ᠢᠶᠠᠨ ᠠᠰᠢᠭᠯᠠᠬᠤ ᠡᠷ᠎ᠡ ᠵᠣᠷᠢᠭᠲᠠᠢ ᠪᠠᠢ︕ ᠡᠨᠡ ᠪᠣᠯ ᠭᠡᠭᠡᠷᠡᠯ ᠦᠨ ᠭᠣᠣᠯ ᠤᠷᠢᠶ᠎ᠠ ᠶᠤᠮ᠃ ᠵᠠᠯᠬᠠᠭᠤᠷᠠᠯ᠂ ᠬᠤᠯᠴᠢᠭᠠᠷ ᠵᠠᠩ ᠢᠶᠠᠨ ᠲᠠᠶᠠᠭᠳᠠᠬᠤ ᠶᠣᠰᠣᠲᠠᠢ ᠠᠲᠠᠯ᠎ᠠ ᠬᠦᠮᠦᠰ ᠦᠨ ᠨᠡᠩ ᠣᠯᠠᠩᠬᠢ ᠬᠡᠰᠡᠭ ᠨᠢ ᠪᠦᠬᠦᠢᠯᠡ ᠠᠮᠢᠳᠤᠷᠠᠯ ᠤᠨ ᠢᠶᠠᠨ ᠲᠤᠷᠰᠢᠳᠠ ᠨᠠᠰᠤᠨ ᠳᠤ ᠬᠦᠷᠦᠭᠡ ᠦᠭᠡᠢ ᠦᠯᠡᠳᠡᠳᠡᠭ ᠲᠡᠷᠡᠬᠦ ᠰᠢᠯᠲᠠᠭᠠᠨ ᠮᠥᠨ᠃